ᠮᠦᠩᠭᠦᠨ ᠪᠤᠭᠤᠷᠤᠯ ᠡᠵᠢ
  
2021/12/17
                                                            ⒈ ᠠᠯᠤᠰ ᠤᠨ ᠴᠠᠭᠠᠨ᠎ᠠ ᠠᠴᠠ ᠬᠦᠭᠡᠷᠡᠭᠦ     ᠠᠬᠯᠠᠭ ᠠᠭᠤᠯᠠ ᠶᠢᠨ ᠬᠤᠷᠮᠤᠢ ᠳᠤ    ᠠᠯᠠᠬᠯᠠᠨ ᠪᠡᠯᠴᠢᠭᠡ ᠰᠦᠷᠦᠭ ᠤᠨ ᠵᠠᠬ᠎ᠠ ᠳᠤ     ᠠᠴᠢᠳᠤ ᠡᠵᠢ ᠮᠢᠨᠢ ᠪᠠᠷᠠᠯᠠᠩᠬᠠᠨ ᠶᠠᠪᠤᠭ᠎ᠠ ᠳ᠋ᠠ⒉ ᠡᠭᠡᠨᠡᠷᠡᠨ ᠰᠡᠭᠦᠶᠢᠭᠰᠡᠨ ᠠᠭᠤᠯᠠᠰ ᠤᠨ ᠬᠤᠷᠮᠤᠢ ᠳᠤ     ᠡᠯᠡᠰᠤᠳᠤ ᠭᠤᠪᠢ ᠮᠢᠨᠢ ᠴᠡᠩᠭᠡᠷᠯᠡᠩᠭᠡᠨ ᠪᠠᠶᠢᠨ᠎ᠠ    ᠡᠯᠳᠦᠨ ᠴᠡᠩᠭᠡᠷ ᠭᠤᠪᠢ ᠶᠢᠨ ᠬᠦᠨ ᠳᠤ    ᠡᠨᠡᠷᠢᠯᠳᠤ ᠡᠵᠢ ᠮᠢᠨᠢ ᠰᠠᠷᠠᠪᠴᠢᠯᠠᠩᠬᠠᠨ ᠶᠠᠪᠤᠭ᠎ᠠ ᠳ᠋ᠠ⒊ ᠬᠦᠭᠡᠷᠡᠨ ᠵᠡᠷᠭᠡᠯᠭᠡᠨᠳᠡᠭᠦ ᠠᠭᠤᠯᠠᠰ ᠤᠨ ᠢᠶᠠᠨ     ᠬᠦᠭᠡᠮᠳᠦᠭ ᠲᠡᠨᠢᠭᠦᠭᠡᠨ ᠬᠤᠷᠮᠤᠢ ᠳᠤᠨᠢ    ᠬᠦᠭᠡ ᠠᠯᠠᠭ ᠲᠠᠢ ᠰᠦᠷᠦᠭ ᠤᠨ ᠢᠶᠠᠨ ᠲᠡᠷᠭᠡᠳᠡ     ᠬᠦᠭᠡᠷᠦᠭᠦᠢ ᠡᠵᠢ ᠮᠢᠨᠢ ᠰᠢᠷᠳᠡᠩᠭᠡᠨ ᠶᠠᠪᠤᠭ᠎ᠠ ᠳ᠋ᠠ⒋ ᠬᠦᠪᠴᠢᠨ ᠪᠤᠭᠤᠷᠤᠯ ᠬᠤᠷᠸ᠎ᠠ ᠶᠢᠨ     ᠬᠦᠯᠳᠡᠵᠤ ᠭᠡᠰᠳᠡᠭ ᠤᠷᠴᠢᠯᠠᠩ ᠳᠤ     ᠬᠦᠤ ᠨᠠᠮᠠᠢᠢ ᠪᠠᠨ ᠬᠦᠯᠢᠶᠡᠭᠰᠡᠭᠡᠷ    ᠬᠦᠳᠡᠭᠡ ᠨᠤᠳᠤᠭ ᠢᠶᠠᠨ ᠰᠠᠬᠢᠨ ᠰᠠᠭᠤᠭ᠎ᠠ ᠳ᠋ᠠ ⒌ ᠮᠦᠷᠦᠭᠡᠳᠦᠭᠰᠡᠨ ᠰᠡᠳᠬᠢᠯ ᠢ ᠴᠢᠨᠢ ᠪᠠᠶᠠᠰᠬᠠᠭᠠᠳ     ᠮᠦᠳᠭᠡᠨ ᠬᠦᠤ ᠴᠢᠨᠢ ᠬᠦᠷᠦᠭᠡᠳ ᠤᠴᠢᠨ᠎ᠠ ᠳ᠋ᠠ     ᠮᠦᠩᠭᠦᠨ ᠪᠤᠭᠤᠷᠤᠯ ᠡᠵᠢ ᠳᠡᠭᠡᠨ     ᠮᠦᠷᠭᠦᠨ ᠵᠤᠯᠭᠠᠭᠠᠳ ᠠᠴᠢᠯᠠᠨ᠎ᠠ ᠳ᠋ᠠ ⒍ ᠰᠠᠨᠠᠬᠰᠠᠨ ᠬᠦᠰᠡᠯ ᠢ ᠴᠢᠨᠢ ᠪᠡᠶᠡᠯᠡᠭᠦᠯᠦᠭᠡᠳ    ᠰᠠᠭᠠᠳ ᠦᠭᠡᠢ ᠬᠦᠷᠦᠭᠡᠳ ᠤᠴᠢᠨ᠎ᠠ ᠳ᠋ᠠ     ᠰᠠᠮᠠᠭᠠᠨ ᠪᠤᠭᠤᠷᠤᠯ ᠡᠵᠢ ᠶᠢᠨ ᠢᠶᠠᠨ     ᠰᠡᠳᠬᠢᠯ ᠢ ᠨᠢ ᠪᠠᠶᠠᠰᠬᠠᠭᠠᠳ ᠵᠤᠯᠭᠠᠨ᠎ᠠ ᠳ᠋᠊‍ᠠ︕                                                                ᠨᠤᠰᠤᠷᠠᠨ
   