ᠰᠡᠷᠡᠮᠵᠢᠯᠡ︕ ᠭᠠᠷ ᠤᠳᠠᠰᠤᠨ ᠤ ᠴᠢᠨᠢ ᠬᠤᠨᠭ᠍ᠬᠤ ᠭᠡᠨᠡᠳᠲᠡ ᠳᠠᠭᠤ  ᠦᠭᠡᠢ ᠪᠤᠯᠪᠠᠯ ᠰᠢᠯᠭᠠᠵᠤ ᠦᠵᠡᠭᠡᠷᠡᠢ ︕
  
2021/12/16
           ᠤᠷᠴᠢᠮᠬᠠᠨ ᠡᠮᠨᠡᠯᠭᠡ ᠳᠤ ᠰᠠᠭᠤᠵᠤ ᠪᠠᠶᠢᠬᠰᠠᠨ ᠰᠢᠤᠢ ᠠᠪᠠᠭ᠋ᠠᠶ ᠶᠢᠨ ᠭᠠᠷ ᠤᠲᠠᠰᠤ ᠶᠢᠨ  ᠬᠤᠨᠭ᠍ᠬᠤ  ᠨᠢ  ᠭᠡᠨᠡᠳᠲᠡ ᠲᠠᠭ ᠲᠠᠭᠤ ᠦᠭᠡᠢ ᠪᠤᠯᠪᠠ᠂ ᠲᠡᠷᠡ ᠪᠠᠭ᠎ᠠ ᠰᠠᠭ᠎ᠠ ᠬᠡᠮ ᠭᠠᠷᠤᠬᠰᠠᠨ ᠪᠤᠯᠪᠠᠤ ᠭᠡᠵᠦ ᠪᠤᠳᠤᠭᠠᠳ ᠲᠡᠮᠡᠢ ᠤᠪᠠᠶᠢᠯᠠᠬᠰᠠᠨ ᠦᠭᠡᠢ᠃ ᠦᠳᠡ ᠶᠢᠨ ᠬᠤᠶᠢᠨ᠎ᠠ ᠪᠤᠯᠤᠭᠠᠳ ᠲᠡᠷᠡ ᠭᠠᠷ ᠤᠲᠠᠰᠤ ᠪᠠᠨ ᠦᠵᠡᠭᠰᠡᠨ ᠴᠢᠨᠢ ᠪᠠᠩᠬᠢ ᠶᠢᠨ ᠺᠠᠷᠲ ᠠᠴᠠ ᠨᠢ 14  ᠤᠳᠠᠭ᠎ᠠ ᠨᠡᠶᠢᠲᠡ ᠲᠦᠮᠡ ᠭᠠᠷᠤᠢ ᠲᠥᠭᠦᠷᠢᠭ ᠭᠠᠷᠭᠠᠵᠤ ᠠᠪᠤᠬᠰᠠᠨ ᠢ ᠣᠯᠵᠤ ᠮᠡᠳᠡᠵᠡᠶ︕              ᠭᠠᠷ ᠤᠳᠠᠰᠤ ᠪᠠᠨ ᠨᠠᠷᠢᠨ ᠦᠵᠡᠭᠰᠡᠨ ᠴᠢᠨᠢ᠂ ᠪᠠᠩᠭᠢ ᠶᠢᠨ ᠳᠠᠩᠰᠠᠨ ᠠᠴᠠ ᠨᠢ 100 ᠲᠥᠭᠦᠷᠢᠭ ᠠᠴᠠ 9000 ᠲᠥᠭᠦᠷᠢᠭ ᠤᠨ ᠬᠤᠭᠤᠷᠤᠨᠳᠤ ᠠᠳᠠᠯᠢ ᠪᠤᠰᠤ ᠬᠡᠮᠵᠢᠶ᠎ᠡ  ᠪᠠᠷ  ᠨᠡᠶᠢᠲᠡ  14  ᠤᠳᠠᠭ᠎ᠠ  ᠵᠤᠭᠤᠰ  ᠰᠢᠯᠵᠢᠭᠦᠯᠦᠨ  ᠠᠪᠤᠬᠰᠠᠨ ᠪᠠᠶᠢᠯ᠎ᠠ᠃ ᠰᠢᠤᠢ ᠠᠪᠠᠭ᠋ᠠᠶ ᠶᠠᠷᠤ ᠠᠴᠠ ᠡᠮᠨᠡᠯᠭᠡ ᠶᠢᠨ ᠥᠷᠥᠭᠡᠨ ᠠᠴᠠ ᠪᠠᠨ ᠭᠠᠷᠤᠭ᠎ᠠ ᠦᠭᠡᠢ᠂ ᠭᠠᠷ ᠤᠲᠠᠰᠤ ᠪᠣᠯᠤᠨ  ᠺᠠᠷᠲ ᠢᠶᠠᠨ ᠴᠤ ᠪᠡᠶ᠎ᠡ ᠠᠴᠠ ᠪᠠᠨ ᠰᠠᠯᠭᠠᠭ᠎ᠠ ᠦᠭᠡᠢ᠂ ᠲᠡᠷᠡᠴᠢᠯᠡᠨ ᠲᠡᠭᠦᠨ ᠤ ᠭᠠᠷ ᠤᠳᠠᠰᠤ ᠶᠢ ᠨᠢ ᠬᠡᠨ ᠴᠦ ᠠᠪᠴᠤ ᠥᠩᠭᠡᠷᠡᠭᠰᠡᠨ ᠦᠭᠡᠢ ᠪᠦᠭᠡᠳ ᠭᠡᠭᠡᠵᠦ ᠤᠷᠬᠢᠬᠰᠠᠨ ᠶᠠᠪᠤᠳᠠᠯ ᠭᠠᠷᠤᠬᠰᠠᠨ ᠦᠭᠡᠢ ᠶᠤᠮ᠃  ᠲᠡᠭᠡᠭᠡᠳ  ᠶᠠᠭᠠᠬᠢᠭᠠᠳ  ᠮᠦᠡᠭᠭᠦ   ᠨᠢ  ᠠᠯᠠᠭ᠎ᠠ ᠪᠤᠯᠴᠢᠬᠠᠪᠠ︖               ᠰᠢᠤᠢ ᠠᠪᠠᠭ᠋ᠠᠶ ᠶᠢᠨ ᠡᠷᠬᠢᠴᠡᠬᠦᠯᠬᠦ ᠪᠠᠷ᠂ ᠦᠡᠭᠭᠡᠷᠡᠭᠰᠡᠨ ᠳᠤ ᠨᠢᠭᠡ ᠴᠥᠷᠬᠡᠯᠡᠭᠰᠡᠨ ᠮᠡᠳᠡᠭᠡ ᠶᠢ ᠲᠤᠰᠴᠤ  ᠤᠯᠤᠭᠠᠳ ᠰᠤᠨᠢᠭᠤᠴᠢᠯᠠᠨ ᠲᠤᠪᠴᠢᠳᠠᠬᠰᠠᠨ ᠳᠤ ᠭᠠᠷ ᠤᠳᠠᠰᠤᠨ ᠤ  ᠬᠢᠨᠢ  ᠬᠤᠨᠭ᠍ᠬᠤ  ᠳᠠᠭᠤ  ᠦᠭᠡᠢ  ᠪᠤᠯᠤᠬᠰᠠᠨ  ᠮᠥᠷᠲᠡᠭᠡᠨ  ᠲᠡᠷᠡ ᠥᠪᠡᠷ ᠢᠶᠠᠨ ᠶᠠᠭᠠᠬᠢᠵᠦ ᠤᠷᠤᠯᠳᠤᠬᠰᠠᠨ ᠴᠤ ᠲᠠᠭᠤ  ᠢ ᠨᠢ  ᠲᠤᠬᠢᠷᠠᠭᠤᠯᠵᠤ  ᠲᠡᠶᠢᠯᠬᠦ  ᠦᠭᠡᠢ  ᠪᠤᠯᠴᠢᠬᠠᠬᠰᠠᠨ  ᠪᠠᠶᠢᠯ᠎ᠠ᠂ ᠲᠡᠭᠡᠭᠡᠳ ᠲᠡᠷᠡ ᠪᠤᠰᠤᠳ ᠬᠥᠮᠦᠨ ᠮᠣᠳᠣᠨ ᠮᠣᠷᠢᠨ ᠸᠢᠷᠦ᠋ᠰ ᠤᠨ ᠫᠷᠤᠭ᠍ᠷᠠᠮ ᠢᠶᠠᠷ ᠭᠠᠷ ᠤᠲᠠᠰᠤ ᠶᠢ ᠨᠢ ᠡᠷᠭᠡᠰᠢᠶᠡᠵᠦ᠂ ᠲᠠᠷᠠᠭ᠎ᠠ ᠨᠢ ᠵᠣᠭᠤᠰ ᠢ ᠨᠢ ᠰᠢᠯᠵᠢᠭᠦᠯᠵᠦ ᠠᠪᠴᠠᠢ ᠭᠡᠵᠦ ᠰᠡᠵᠢᠭᠯᠡᠪᠡ᠃               ᡁᠢ ᠠᠪᠤᠭᠠᠢ ᠤᠶᠢᠷ᠎ᠡ ᠳᠤ ᠨᠢᠭᠡ ᠨᠠᠶᠢᠵᠠ ᠶᠢᠨ ᠢᠶᠠᠨ  ᠢᠷᠡᠭᠦᠯᠦᠭᠰᠡᠨ  ᠣᠬᠤᠷ  ᠮᠡᠳᠡᠭᠡ ᠶᠢ  ᠲᠤᠰᠴᠤ  ᠤᠯᠤᠭᠠᠳ ᠭᠠᠷ ᠤᠨ ᠠᠶ᠎ᠠ ᠪᠠᠷ ᠢᠶᠠᠨ  ᠲᠤᠪᠴᠢᠳᠠᠬᠰᠠᠨ  ᠳᠤ᠂  ᠶᠠᠮᠠᠷ  ᠴᠤ  ᠠᠭᠤᠯᠭ᠎ᠠ  ᠦᠭᠡᠢ  ᠪᠠᠶᠢᠯ᠎ᠠ᠂  ᠬᠡᠪᠡᠴᠤ  ︽ᠠᠮᠢᠯᠠᠭᠤᠯᠵᠤ ᠲᠡᠶᠢᠯᠪᠡ︾᠂ ︽ᠵᠥᠭᠡᠯᠡᠨ ᠲᠣᠨᠤᠭ ᠢ ᠤᠭᠰᠠᠷᠠᠵᠤ ᠲᠠᠭᠤᠰᠪᠠ︾ ᠭᠡᠰᠡᠨ ᠬᠤᠶᠠᠷ ᠮᠡᠳᠡᠭᠡ ᠤᠯᠵᠤ  ᠠᠪᠴᠠᠢ᠃  ᠭᠠᠷ  ᠤᠲᠠᠰᠤ ᠪᠠᠨ ᠦᠵᠡᠭᠰᠡᠨ ᠳᠤ ᠶᠠᠮᠠᠷᠴᠤ ᠬᠡᠪ ᠤᠨ ᠪᠤᠰᠤ ᠪᠠᠶᠢᠳᠠᠯ ᠦᠭᠡᠢ ᠪᠤᠯᠬᠤᠷ ᡁᠢ ᠠᠪᠤᠭᠠᠢ  ᠤᠪᠠᠶᠢᠯᠠᠬᠰᠠᠨ  ᠦᠭᠡᠢ᠃  ᠮᠠᠷᠭᠠᠰᠢ ᠥᠷᠯᠥᠭᠡ ᠨᠢ ᡁᠢ ᠠᠪᠤᠭᠠᠢ ᠰᠠᠶ᠋ᠢ 10 ᠭᠠᠷᠤᠶ ᠤᠲᠠᠰᠤ ᠪᠠ 60 ᠭᠠᠷᠤᠶ ᠣᠬᠤᠷ ᠮᠡᠳᠡᠭᠡ ᠶᠢᠨ ᠰᠠᠨᠠᠭᠤᠯᠤᠮᠵᠢ ᠶᠢ  ᠤᠯᠵᠤ ᠲᠤᠰᠤᠬᠰᠠᠨ ᠦᠭᠡᠢ ᠪᠠᠨ ᠮᠡᠳᠡᠵᠡᠢ᠃ ᠤᠤᠯ ᠨᠢ ᠭᠠᠷ ᠤᠳᠠᠰᠤᠨ ᠤ ᠬᠤᠨᠭ᠍ᠬᠤ ᠨᠢ ᠳᠠᠭᠤ ᠦᠭᠡᠢ ᠪᠣᠯᠵᠤ᠂ ᠥᠪᠡᠷ ᠤᠨ ᠬᠤᠶᠠᠷ ᠪᠠᠩᠬᠢ ᠶᠢᠨ ᠺᠠᠷᠲ ᠠᠴᠠ ᠨᠢ 1 ᠲᠦᠮᠡ ᠭᠠᠷᠤᠶ ᠲᠥᠭᠦᠷᠢᠭ ᠬᠤᠯᠠᠭᠠᠶᠢᠯᠠᠬᠳᠠᠬᠰᠠᠨ ᠪᠠᠶᠢᠯ᠎ᠠ᠃               ᠡᠶᠢᠮᠦ ᠪᠠᠶᠢᠳᠠᠯ ᠢ ᠶᠠᠭᠠᠬᠢᠵᠦ ᠰᠡᠷᠭᠡᠶᠢᠯᠡᠬᠦ ᠪᠤᠢ︖               ᠡᠶᠢᠮᠦᠷᠬᠦ ᠣᠬᠤᠷ ᠴᠢᠮᠡᠭᠡ ᠪᠤᠶᠤ ᠲᠠᠨᠢᠯ ᠪᠤᠰᠤ ᠴᠦᠷᠭᠡᠯᠡᠭᠡ ᠶᠢ ᠤᠯᠵᠤ ᠠᠪᠤᠪᠠᠯ᠂ ᠪᠢᠲᠡᠭᠡᠶ ᠲᠤᠪᠴᠢᠳᠠᠭᠠᠷᠠᠢ᠂ ᠲᠡᠷᠡ ᠲᠤᠤᠷ᠎ᠠ ᠨᠢ ᠬᠠᠰᠤᠵᠤ ᠬᠠᠶᠠᠬᠤ ᠬᠡᠷᠡᠭᠲᠡᠶ᠃              ᠬᠡᠷᠪᠡ ᠬᠢᠴᠢᠶᠡᠮᠵᠢ ᠦᠭᠡᠢ ᠪᠠᠷ ᠲᠤᠪᠴᠢᠳᠠᠬᠰᠠᠨ ᠳᠤ ᠬᠦᠷᠪᠡᠯ᠂ ᠭᠠᠷ  ᠤᠲᠠᠰᠤᠨ  ᠳᠡᠭᠡᠷ᠎ᠡ  ᠡᠳ᠋  ᠬᠥᠷᠥᠩᠭᠡ ᠲᠠᠢ ᠬᠤᠯᠪᠣᠭᠳᠠᠬᠤ ᠲᠠᠩᠰᠠ ᠴᠢᠨᠢ ᠪᠠᠶᠢᠭ᠎ᠠ ᠪᠠᠩᠬᠢ ᠳᠤ ᠮᠡᠳᠡᠬᠦᠯᠦᠭᠡᠷᠡᠢ᠂ ᠲᠠᠩᠰᠠ ᠶᠢᠨ ᠢᠶᠠᠨ ᠠᠮᠤᠷ ᠲᠦᠪᠰᠢᠨ ᠢ  ᠪᠠᠲᠤᠯᠠᠭᠰᠠᠨ ᠤ ᠳᠠᠷᠠᠭ᠎ᠠ᠂ ᠭᠠᠷ ᠤᠲᠠᠰᠤ ᠪᠠᠨ ᠰᠡᠯᠪᠢᠨ ᠵᠠᠰᠠᠬᠤ ᠭᠠᠵᠠᠷ ᠲᠤ ᠠᠪᠠᠴᠢᠵᠤ᠂ ᠳᠠᠬᠢᠨ ᠰᠢᠰᠲ᠋ᠧᠮ ᠤᠬᠰᠠᠷᠠᠭᠤᠯᠤᠭᠠᠷᠠᠢ᠃      
    