| ᠠᠷᠪᠠᠨ ᠲᠠᠪᠤᠨ ᠵᠢᠯ ᠦᠨᠳᠦᠰᠦᠨ ᠱᠠᠳᠤᠨ ᠤ ᠰᠤᠷᠭᠠᠨ ᠬᠦᠮᠦᠵᠢᠯ ᠤᠨ ᠦᠢᠯᠡᠰ ᠲᠤ ᠬᠠᠮᠤᠭ ᠬᠦᠴᠦ ᠪᠠᠨ ᠵᠤᠷᠢᠭᠤᠯᠤᠨ᠂ ᠮᠠᠯᠴᠢᠨ ᠲᠦᠮᠡᠨ ᠤ ᠦᠷ᠎ᠠ | ᠬᠡᠤᠬᠡᠳ ᠤᠨ ᠲᠦᠯᠦᠬᠡ ᠴᠢᠷᠮᠠᠶᠢᠨ ᠵᠢᠳᠬᠦᠭᠰᠠᠨ ᠪᠦᠬᠡᠳ ᠰᠤᠷᠭᠠᠭᠤᠯᠢ ᠶᠢᠨ ᠪᠦᠬᠦ ᠲᠠᠯ᠎ᠠ ᠶᠢᠨ ᠠᠵᠢᠯ ᠠᠴᠠ ᠰᠤᠷᠤᠭᠴᠢᠳ ᠤᠨ ᠬᠤᠪᠢ ᠶᠢᠨ ᠠᠮᠢᠳᠤᠷᠠᠯ ᠢ | ᠬᠠᠷᠢᠭᠤᠴᠠᠨ ᠬᠠᠷᠭᠠᠯᠵᠠᠵᠦ ᠢᠷᠡᠭᠰᠡᠨ ᠨᠢᠬᠡᠨ ᠵᠠᠯᠠᠭᠤ ᠰᠤᠳᠤᠨ ᠪᠠᠭᠰᠢ ᠬᠠᠰᠵᠤᠯᠨ ᠴᠡᠴᠡᠷᠯᠢᠭᠴᠢ ᠶᠢ ᠰᠤᠷᠪᠤᠯᠵᠢᠯᠠᠯ᠎ᠠ᠃ | ᠰᠤᠷᠪᠤᠯᠵᠢᠯᠠᠭᠴᠢ ᠦᠨᠳᠦᠰᠦᠲᠡᠨ ᠤ ᠬᠡᠦᠬᠡᠳ ᠤᠨ ᠴᠡᠴᠡᠷᠯᠢᠭ ᠤᠨ ᠮᠣᠩᠭᠤᠯ ᠲᠤᠮᠳᠠ ᠠᠩᠭᠢ ᠶᠢᠨ ᠭᠡᠷ ᠲᠤ ᠬᠦᠷᠬᠦ ᠳᠤ᠂ ᠬᠠᠰᠵᠤᠯᠠ ᠶᠠᠭ | ᠬᠡᠦᠬᠡᠳ ᠤᠳ ᠲᠤ ᠤᠨᠴᠠᠯᠢᠭᠳᠤ ᠳᠠᠭᠤᠤ ᠬᠥᠭᠵᠢᠮ ᠤᠨ ᠬᠢᠴᠢᠶᠡᠯ ᠣᠷᠣᠵᠤ ᠪᠠᠶᠢᠯ᠎ᠠ᠂ ᠬᠡᠦᠬᠡᠳ ᠤᠳ ᠪᠠᠭᠰᠢ ᠪᠠᠨ ᠲᠠᠭᠠᠨ᠂ ᠳᠠᠭᠤᠯᠠᠬᠤ᠂ ᠦᠰᠦᠷᠬᠦ | ᠳᠤᠮᠳᠠ ᠪᠠᠨ ᠵᠣᠬᠢᠬᠤ ᠮᠡᠳᠡᠯᠭᠡ ᠶᠢ ᠡᠵᠡᠮᠰᠢᠵᠦ᠂ ᠠᠩᠭᠢ ᠶᠢᠨ ᠬᠡᠷ ᠪᠠᠶᠠᠷ ᠬᠦᠷ ᠢᠶᠠᠷ ᠪᠢᠯᠬᠠᠨ᠎ᠠ᠃ | ᠬᠠᠰᠵᠤᠯᠠ᠄ ︵ᠪᠠᠭᠰᠢ ᠬᠦᠮᠤᠨ ᠵᠠᠪᠠᠯ ᠰᠠᠶᠢᠨ ᠰᠠᠶᠢᠬᠠᠨ ᠰᠡᠳᠬᠢᠴᠨ ᠶᠢᠨ ᠬᠡᠪ ᠴᠢᠨᠠᠷ ᠢ ᠪᠦᠷᠢᠯᠳᠦᠬᠦᠯᠬᠦ ᠬᠡᠷᠡᠭᠳᠡᠢ᠂ ᠪᠠᠭᠰᠢ ᠶᠢᠨ ᠰᠡᠳᠬᠢᠴᠨ ᠶᠢᠨ | ᠤᠨᠴᠠᠯᠢᠭ ᠨᠢ ᠪᠠᠯᠴᠢᠷ ᠬᠡᠤᠬᠡᠳ ᠤᠨ ᠦᠰᠦᠨ ᠪᠤᠶᠢᠵᠢᠯᠳᠡ ᠳᠤ ᠮᠠᠰᠢ ᠶᠡᠭᠡ ᠦᠢᠯᠡᠳᠦᠯ ᠦᠵᠡᠬᠦᠯᠳᠡᠭ ᠶᠤᠮ᠃ ᠲᠡᠬᠦᠨᠴᠢᠯᠠᠨ᠂ ᠡᠨᠡᠷᠢᠯᠳᠦ ᠡᠬᠡ ᠮᠡᠳᠦ ᠬᠠᠶᠢᠷ᠎ᠠ | ᠰᠡᠳᠬᠢᠯᠬᠡ ᠲᠠᠢ ᠪᠠᠶᠢᠵᠦ ᠪᠠᠭᠰᠢ ᠬᠡᠤᠬᠡᠳ ᠤᠨ ᠬᠤᠭᠤᠷᠤᠨᠳᠤᠬᠢ ᠰᠠᠶᠢᠨ ᠰᠠᠶᠢᠬᠠᠨ ᠬᠠᠷᠢᠴᠠᠭ᠎ᠠ ᠶᠢ ᠴᠢᠬᠤᠯᠠᠴᠢᠯᠠᠪᠠᠯ ᠵᠤᠬᠢᠨ᠎ᠠ᠂ ᠦᠪᠡᠷ ᠤᠨ ᠤᠨᠤᠯ ᠤᠨ | ᠰᠤᠷᠤᠯᠴᠠᠯᠠᠭ᠎ᠠ ᠪᠠᠨ ᠡᠷᠬᠡᠪᠰᠢ ᠴᠢᠩᠭᠠᠳᠬᠠᠵᠦ᠂ ᠦᠪᠡᠷ ᠤᠨ ᠲᠤᠰᠬᠠᠢ ᠮᠡᠷᠬᠡᠵᠢᠯ ᠤᠨ ᠬᠢᠷᠢ ᠬᠡᠮᠵᠢᠶ᠎ᠡ ᠪᠠ ᠵᠢᠭᠠᠨ ᠰᠤᠷᠭᠠᠬᠤ ᠦᠷ᠎ᠡ ᠪᠦᠳᠦᠮᠵᠢ ᠪᠠᠨ ᠴᠢᠷᠮᠡᠶᠢᠨ | ᠲᠡᠬᠡᠭᠰᠢᠯᠡᠬᠦᠯᠬᠦ ᠬᠡᠷᠡᠭᠳᠡᠢ᠂ ᠪᠠᠰᠨ ᠡᠷᠬᠡᠪᠰᠢ ᠵᠦᠪ ᠤᠨᠤᠪᠴᠢᠳᠠᠢ ᠵᠢᠭᠠᠨ ᠰᠤᠷᠭᠠᠬᠤ ᠵᠠᠷᠴᠢᠮ ᠢ ᠪᠠᠷᠢᠮᠳᠠᠯᠠᠵᠦ᠂ ᠵᠢᠭᠠᠨ ᠰᠤᠷᠭᠠᠬᠤ ᠠᠷᠭ᠎ᠠ ᠤᠷᠠᠯᠢᠭᠴᠢ ᠴᠢᠨᠠᠷ ᠢ | ᠴᠢᠩᠭᠠᠳᠬᠠᠬᠤ ᠬᠡᠷᠡᠭᠳᠡᠢ︶ ᠬᠡᠪᠠ᠃ | ᠬᠡᠦᠬᠡᠳ ᠤᠨ ᠴᠡᠴᠡᠷᠯᠢᠭ ᠤᠨ ᠪᠠᠭᠰᠢ ᠪᠣᠯᠤᠭᠰᠠᠨ ᠤ ᠬᠤᠪᠢ ᠳᠤ᠂ ᠬᠠᠶᠢᠷ᠎ᠠ ᠪᠣᠯ ᠠᠵᠢᠯ ᠢᠶᠠᠨ ᠰᠠᠶᠢᠲᠤᠷ ᠬᠢᠬᠦ ᠶᠢᠨ ᠤᠷᠢᠲᠠᠯ᠂ ᠮᠥᠨ ᠴᠤ ᠬᠡᠦᠬᠡᠳ ᠤᠨ | ᠰᠡᠳᠬᠢᠯ ᠰᠠᠨᠠᠭᠠᠨ ᠤ ᠴᠣᠩᠬᠤ ᠶᠢ ᠨᠡᠭᠡᠭᠡᠬᠦ ᠲᠦᠯᠬᠢᠭᠦᠷ ᠮᠥᠨ᠃ ᠰᠠᠶᠢᠨ ᠪᠠᠭᠰᠢ ᠰᠠᠶᠢᠨ ᠨᠥᠬᠦᠷ ᠪᠣᠯᠤᠶ᠎ᠠ ᠭᠡᠪᠡᠯ ᠲᠡᠳᠡᠨ ᠤ ᠬᠦᠨᠳᠦᠳᠬᠡᠯ ᠪᠠ ᠬᠠᠶᠢᠷ᠎ᠠ | ᠬᠦᠨᠳᠦᠳᠬᠡᠯ ᠢ ᠤᠯᠬᠤ ᠨᠢ ᠵᠥᠪᠬᠡᠨ ᠪᠠᠶᠠᠯᠢᠭ ᠮᠡᠳᠡᠯᠭᠡ ᠳᠤ ᠪᠠᠨ ᠲᠦᠰᠢᠭᠯᠡᠬᠦ ᠪᠢᠰᠢ ᠤᠴᠢᠷ ᠠᠴᠠ ᠲᠡᠷᠡ ᠡᠯ᠎ᠡ ᠨᠠᠰᠤᠨ ᠤ ᠬᠡᠦᠬᠡᠳ ᠤᠨ ᠰᠡᠳᠬᠢᠴᠡ ᠪᠠ ᠪᠡᠶ᠎ᠡ | ᠮᠠᠬᠠᠪᠣᠳ ᠤᠨ ᠣᠨᠴᠠᠯᠢᠭ ᠢ ᠨᠠᠷᠢᠨ ᠨᠢᠮᠪᠠᠢ ᠰᠤᠳᠤᠯᠵᠦ᠂ ᠪᠦᠬᠦ ᠬᠠᠶᠢᠷ᠎ᠠ ᠰᠡᠳᠬᠢᠯᠭᠡ ᠢᠶᠠᠨ ᠬᠡᠦᠬᠡᠳ ᠨᠢᠬᠡᠪᠦᠷᠢ ᠳᠤ ᠵᠣᠷᠢᠭᠤᠯᠳᠠᠭ᠃ | ᠦᠨᠳᠦᠰᠦᠳᠡᠨ ᠤ ᠬᠡᠤᠬᠡᠳ ᠤᠨ ᠴᠡᠴᠡᠷᠯᠢᠭ ᠤᠨ ᠪᠠᠭᠰᠢ ᠰᠠᠴᠤᠷᠨ ᠄ ᠮᠠᠨ ᠤ ᠬᠠᠰᠵᠤᠯᠨ ᠪᠠᠭᠰᠢ ᠪᠤᠯ ᠤᠯᠠᠨ ᠵᠢᠯ ᠤᠨ ᠰᠤᠷᠭᠠᠨ ᠬᠦᠮᠦᠵᠢᠯ ᠤᠨ | ᠲᠤᠷᠰᠢᠯᠭ᠎ᠠ ᠲᠠᠢ᠂ ᠮᠦᠨ ᠴᠤ ᠠᠵᠢᠯ ᠳᠤ ᠪᠠᠨ ᠲᠣᠶᠢᠯ ᠤᠨ ᠬᠠᠷᠢᠭᠤᠴᠠᠯᠭ᠎ᠠ ᠲᠠᠢ ᠵᠠᠯᠠᠭᠤ ᠪᠠᠭᠰᠢ ᠪᠠᠶᠢᠭ᠎ᠠ ᠶᠤᠮ᠂ ᠲᠠᠷᠠ ᠦᠷᠦᠬᠡᠯ ᠤᠨ ᠬᠡᠤᠬᠡᠳ ᠢ ᠦᠪᠡᠷ | ᠤᠨ ᠬᠡᠤᠬᠡᠳ ᠰᠢᠭ ᠰᠠᠶᠢᠬᠠᠨ ᠬᠠᠶᠢᠷᠠᠯᠠᠵᠦ ᠬᠠᠷᠭᠠᠯᠵᠠᠵᠦ ᠢᠷᠡᠭᠰᠡᠨ ᠮᠠᠰᠢ ᠰᠢᠯᠢᠳᠡᠭ ᠪᠠᠭᠰᠢ ᠪᠤᠯᠬᠤ ᠶᠤᠮ᠂ ᠪᠢ ᠴᠤ ᠬᠡᠰᠡᠨ ᠨᠢᠬᠡᠨ ᠵᠠᠯᠠᠭᠤ ᠪᠠᠭᠰᠢ ᠪᠤᠯᠤᠭᠰᠠᠨ | ᠤ ᠬᠤᠪᠢ ᠳᠤ ᠵᠤᠯᠨ ᠪᠠᠭᠰᠢ ᠠᠴᠠ ᠪᠠᠨ ᠲᠠᠭᠠᠨ ᠰᠤᠷᠤᠯᠴᠠᠨ᠎ᠠ ᠃ | ᠲᠤᠰ ᠲᠤᠮᠳᠠ ᠠᠩᠭᠢ ᠶᠢᠨ ᠬᠡᠦᠬᠡᠳ ᠤᠳ ᠢ ᠬᠠᠰᠵᠤᠯᠨ ᠪᠠᠭᠰᠢ ᠪᠠᠭ᠎ᠠ ᠠᠩᠭᠢ ᠠᠴᠠ ᠨᠢ ᠲᠤᠰᠴᠤ ᠠᠪᠤᠭᠰᠠᠨ ᠶᠣᠮ᠂ ᠠᠩᠬ᠎ᠠ ᠴᠡᠴᠡᠷᠯᠢᠭ ᠲᠤ | ᠢᠷᠡᠵᠦ ᠪᠠᠶᠢᠭ᠎ᠠ ᠪᠢᠴᠢᠬᠠᠨ ᠪᠦᠤᠪᠠᠶᠢᠴᠤᠳ ᠤᠬᠢᠯᠠᠬᠤ᠂ ᠬᠤᠭᠤᠯᠨ ᠪᠤᠳᠠᠭ᠎ᠠ ᠪᠠᠨ ᠢᠳᠡᠬᠦ ᠦᠬᠡᠢ᠂ ᠤᠨᠳᠠᠬᠤ ᠦᠬᠡᠢ᠂ ᠡᠵᠢ ᠠᠪᠤ ᠪᠠᠨ ᠡᠷᠢᠵᠦ ᠤᠬᠢᠯᠠᠬᠤ ᠵᠡᠷᠬᠡ | ᠪᠠᠶᠢᠳᠠᠯ ᠤᠯᠠᠨ ᠪᠠᠶᠢᠵᠦ᠂ ᠬᠡᠤᠬᠡᠳ ᠤᠳ ᠤᠨ ᠢᠶᠠᠨ ᠬᠤᠭᠤᠯᠨ ᠪᠤᠳᠠᠭ᠎ᠠ ᠶᠢ ᠨᠢ ᠰᠠᠶᠢᠬᠠᠨ ᠢᠳᠡᠬᠦᠯᠵᠦ᠂ ᠤᠬᠢᠯᠡᠵᠦ ᠤᠨᠵᠢᠭᠤᠯᠬᠤ ᠦᠬᠡᠢ᠂ ᠨᠠᠮ ᠵᠢᠮ ᠦᠳᠡ | ᠶᠢᠨ ᠠᠮᠠᠷᠠᠯᠳᠠ ᠬᠢᠯᠬᠡᠬᠦ ᠶᠢᠨ ᠲᠦᠯᠦᠬᠡ ᠲᠡᠷᠨ ᠨᠢᠬᠡ ᠪᠦᠬᠦᠯᠢ ᠬᠤᠭᠤᠴᠠᠭ᠎ᠠ ᠪᠠᠷ ᠦᠳᠡ ᠶᠢᠨ ᠴᠠᠭ ᠢᠶᠠᠷ ᠬᠡᠷ ᠲᠡᠭᠡᠨ ᠬᠠᠷᠢᠯ ᠦᠬᠡᠢ ᠪᠠᠷ ᠬᠡᠤᠬᠡᠳ ᠤᠳ ᠪᠠᠶᠢᠭ᠎ᠠ | ᠭᠠᠵᠠᠷ ᠢ ᠦᠪᠡᠷ ᠤᠨ ᠬᠡᠷ ᠢᠶᠠᠨ ᠪᠤᠯᠭᠠᠵᠦ᠂ ᠨᠢᠬᠡ ᠡᠳᠦᠷ ᠤᠨ ᠬᠢᠴᠢᠶᠡᠯ ᠡᠬᠢᠯᠡᠩᠬᠦᠳᠡ ᠯᠨ ᠦᠪᠡᠷ ᠢ ᠪᠠᠨ ᠠᠯᠢ ᠴᠢᠳᠠᠬᠤ ᠪᠠᠷ ︽ᠬᠡᠤᠬᠡᠳᠵᠢᠬᠦᠯᠵᠦ︾ | ᠬᠡᠦᠬᠡᠳ ᠤᠨ ᠬᠤᠭᠤᠷᠣᠨᠳᠣᠬᠢ ᠵᠠᠢ ᠶᠢ ᠣᠶᠢᠷᠠᠲᠤᠭᠤᠯᠵᠤ ᠲᠡᠳᠡᠨ ᠲᠠᠢ ᠪᠠᠨ ᠢᠨᠢᠶᠡᠯᠳᠦᠨ ᠬᠦᠬᠡᠷᠦᠯᠳᠦᠵᠦ᠂ ᠲᠡᠳᠡᠨ ᠤ ᠠᠯᠢᠪᠠ ᠶᠢ ᠬᠦᠯᠢᠶᠡᠨ ᠠᠪᠤᠨ᠎ᠠ᠃ | ᠰᠤᠷᠤᠭᠴᠢ ᠠᠨᠴᠢᠷ ᠄ ᠪᠢ ᠬᠠᠰᠵᠤᠯᠨ ᠪᠠᠭᠰᠢ ᠳᠠᠭᠠᠨ ᠮᠠᠰᠢ ᠬᠠᠶᠢᠷᠠᠳᠠᠢ᠂ ᠪᠠᠭᠰᠢ ᠲᠠᠭᠤᠯᠠᠵᠦ ᠴᠢᠳᠠᠨ᠎ᠠ᠂ ᠪᠦᠵᠢᠭᠯᠡᠵᠦ ᠴᠢᠳᠠᠨ᠎ᠠ᠂ ᠲᠡᠷᠨ ᠪᠤᠯ ᠮᠢᠨᠦ | ᠬᠠᠮᠤᠭ ᠤᠨ ᠰᠠᠶᠢᠨ ᠨᠠᠶᠢᠵᠨ ᠬᠡᠵᠦ ᠬᠡᠤᠬᠡᠳ ᠤᠨ ᠲᠤᠩ ᠴᠦ ᠬᠦᠬᠡᠷᠦᠬᠦᠨ ᠴᠡᠶᠢᠯᠭᠠᠨ ᠰᠡᠳᠬᠢᠯ ᠢᠶᠠᠨ ᠢᠯᠡᠳᠬᠡᠨ᠎ᠠ᠃ | ᠬᠠᠰᠵᠤᠯᠠ ᠬᠡᠦᠬᠡᠳ ᠤᠨ ᠰᠤᠷᠭᠠᠨ ᠬᠥᠮᠦᠵᠢᠯ ᠤᠨ ᠦᠢᠯᠡᠰ ᠲᠤ 15 ᠵᠢᠯ ᠵᠢᠳᠬᠦᠵᠦ᠂ ᠥᠷᠭᠡᠨ ᠳᠡᠯᠭᠡᠷ ᠮᠡᠳᠡᠯᠭᠡ ᠶᠢᠨ ᠬᠠᠷᠠᠭᠠᠰᠤ᠂ ᠡᠯᠪᠡᠭ ᠪᠠᠶᠠᠯᠢᠭ | ᠠᠵᠢᠯ ᠤᠨ ᠲᠤᠷᠰᠢᠯᠭ᠎ᠠ ᠂ ᠬᠦᠯᠢᠴᠡᠩᠭᠦᠶ ᠬᠠᠷᠢᠭᠤᠴᠠᠬᠤ ᠠᠵᠢᠯ ᠤᠨ ᠣᠪᠣᠷ ᠢᠶᠠᠷ 2005 ᠣᠨ ᠠᠴᠠ ᠣᠳᠣ ᠪᠣᠯᠲᠠᠯ᠎ᠠ ᠨᠢᠭᠡᠨᠲᠡ ᠳᠥᠷᠪᠡᠨ ᠬᠤᠭᠤᠴᠠᠭᠠᠨ ᠤ | ᠬᠡᠤᠬᠡᠳ ᠳᠠᠭᠠᠭᠤᠯᠵᠤ᠂ ᠬᠡᠤᠬᠡᠳ ᠤᠨ ᠴᠡᠴᠡᠷᠯᠢᠭ ᠬᠢᠬᠡᠳ ᠭᠡᠷ ᠤᠨ ᠠᠬᠠᠮᠠᠳ ᠤᠨ ᠦᠨᠳᠦᠷ ᠦᠨᠡᠯᠡᠯᠲᠡ ᠶᠢ ᠤᠯᠤᠭᠰᠠᠨ ᠪᠠᠶᠢᠨ᠎ᠠ᠂ ᠠᠵᠢᠯ ᠤᠨ ᠬᠡᠷᠡᠭᠴᠡᠭᠡ ᠠᠴᠠ | ᠪᠣᠯᠵᠣ 2016 ᠣᠨ ᠳᠤ ᠬᠤᠰᠢᠭᠤᠨ ᠤ ᠦᠨᠳᠦᠰᠦᠲᠡᠨ ᠤ ᠬᠡᠤᠬᠡᠳ ᠤᠨ ᠴᠡᠴᠡᠷᠯᠢᠭ ᠤᠨ ᠠᠰᠠᠷᠠᠨ ᠬᠥᠮᠦᠵᠢᠭᠦᠯᠬᠦ ᠡᠷᠬᠢᠯᠡᠭᠴᠢ ᠪᠣᠯᠵᠣ᠂ 2020 ᠣᠨ ᠳᠤ | ᠬᠤᠰᠢᠭᠤᠨ ᠤ ᠦᠨᠳᠦᠰᠦᠲᠡᠨ ᠤ ᠬᠡᠤᠬᠡᠳ ᠤᠨ ᠴᠡᠴᠡᠷᠯᠢᠭ ᠤᠨ ᠳᠡᠳ᠋ ᠳᠠᠷᠤᠭ᠎ᠠ ᠶᠢᠨ ᠲᠤᠰᠢᠶᠠᠯ ᠢ ᠡᠬᠦᠷᠬᠡᠯᠡᠭᠰᠡᠨ ᠪᠠᠶᠢᠨ᠎ᠠ᠃ ᠲᠡᠷᠡᠪᠡᠷ ᠣᠯᠠᠨ ᠵᠢᠯ ᠤᠨ ᠲᠤᠷᠰᠢ᠂ | ᠪᠦᠬᠦ ᠬᠤᠲᠠ ᠶᠢᠨ ᠰᠢᠯᠢᠳᠡᠭ ᠵᠢᠭᠠᠨ ᠰᠤᠷᠭᠠᠬᠤ ᠴᠢᠳᠠᠪᠤᠷᠢᠲᠠᠨ ᠤ ᠱᠠᠩᠨᠠᠯ ᠢ ᠬᠦᠷᠳᠡᠵᠦ᠂ ᠬᠤᠰᠢᠭᠤᠨ ᠤ ᠲᠡᠰ ᠤᠨ ᠰᠢᠯᠢᠳᠡᠭ ᠠᠩᠭᠢ ᠶᠢᠨ ᠡᠷᠬᠢᠯᠡᠭᠴᠢ᠂ | ᠪᠡᠭᠡᠵᠢᠩ ᠤᠨ ᠯᠧ ᠪᠧ ᠡᠯ ᠹᠦ᠋ ᠳᠠᠭᠤᠤ ᠬᠥᠭᠵᠢᠮ ᠤᠨ ᠰᠢᠯᠢᠳᠡᠭ ᠬᠢᠴᠢᠶᠡᠯ ᠤᠨ ᠵᠢᠱᠢᠶ᠎ᠡ ᠨᠢ ᠪᠦᠬᠦ ᠤᠯᠤᠰ ᠤᠨ ᠶᠡᠷᠦᠩᠬᠡᠶ ᠰᠡᠢᠳᠪᠦᠷᠢᠳᠦ ᠤᠷᠤᠯᠳᠤᠭᠠᠨ ᠤ | ᠨᠢᠭᠡᠳᠦᠭᠡᠷ ᠲᠠᠰ ᠵᠡᠷᠭᠡ ᠱᠠᠩᠨᠠᠯ ᠢ ᠣᠯᠠᠨᠳᠠ ᠬᠦᠷᠳᠡᠪᠡ᠃ | ᠪᠠᠭᠰᠢ ᠬᠠᠰᠵᠤᠯᠨ ᠄ ᠬᠤᠶᠢᠰᠢᠳᠠ ᠶᠢᠨ ᠠᠵᠢᠯ ᠲᠤᠮᠳᠠ ᠪᠠᠨ ᠪᠢ ᠦᠷᠬᠦᠯᠵᠢᠯᠡᠨ ᠦᠨᠳᠦᠰᠦᠳᠡᠨ ᠤ ᠪᠠᠨ ᠠᠵᠢᠯ ᠢ ᠴᠢᠩᠭ᠎ᠠ ᠠᠳᠬᠤᠵᠦ᠂ ᠮᠠᠨ ᠤ ᠴᠡᠴᠡᠷᠯᠢᠭ ᠤᠨ | ᠢᠶᠠᠨ ᠪᠠᠭᠰᠢ ᠨᠠᠷ ᠲᠠᠢ ᠭᠠᠷ ᠭᠠᠷ ᠢᠶᠠᠨ ᠬᠤᠯᠪᠤᠨ ᠦᠷᠬᠦᠯᠵᠢᠯᠡᠨ ᠴᠢᠷᠮᠡᠶᠢᠵᠦ ᠨᠢᠬᠡᠨ ᠰᠢᠯᠢᠳᠡᠭ᠂ ᠬᠢᠷᠢ ᠲᠡᠩᠴᠡᠭᠰᠡᠨ ᠴᠡᠴᠡᠷᠯᠢᠭᠴᠢ ᠪᠠᠭᠰᠢ ᠪᠤᠯᠬᠤ ᠪᠠᠷ | ᠴᠢᠷᠮᠠᠶᠢᠨ᠎ᠠ ᠃ | ᠬᠠᠰᠵᠣᠯᠠ ᠪᠠᠭᠰᠢ ᠦᠷᠬᠦᠯᠵᠢ ᠦᠪᠡᠷ ᠢ ᠪᠠᠨ ᠴᠢᠩᠭ᠎ᠠ ᠱᠠᠭᠠᠷᠳᠠᠵᠣ᠂ ᠢᠷᠠᠭᠤ ᠠᠯᠳᠠᠷ ᠨᠢ ᠦᠩᠬᠡᠷᠡᠭᠰᠡᠨ ᠴᠠᠭ ᠢ ᠲᠦᠯᠦᠬᠡᠯᠡᠵᠦ ᠴᠢᠳᠠᠬᠤ ᠠᠴᠠ | ᠪᠢᠰᠢ᠂ ᠢᠷᠡᠬᠡᠳᠦᠢ ᠶᠢ ᠬᠡᠷᠡᠴᠢᠯᠡᠵᠦ ᠴᠢᠳᠠᠬᠤ ᠦᠬᠡᠢ ᠶᠣᠮ ᠬᠡᠳᠡᠭ ᠶᠣᠰᠣ ᠶᠢ ᠪᠠᠷᠢᠮᠳᠠᠯᠠᠨ᠂ ᠣᠭ ᠰᠠᠨᠠᠭ᠎ᠠ ᠪᠠᠨ ᠦᠯᠦ ᠮᠠᠷᠳᠠᠨ᠂ ᠡᠬᠦᠷᠬᠡ ᠬᠠᠷᠢᠭᠤᠴᠠᠯᠭ᠎ᠠ ᠪᠠᠨ | ᠪᠠᠳᠤ ᠡᠬᠦᠷᠬᠡᠯᠡᠵᠦ᠂ ᠪᠦᠬᠦ ᠬᠠᠶᠢᠷ᠎ᠠ ᠪᠠᠷ ᠢᠶᠠᠨ ᠬᠡᠦᠬᠡᠳ ᠤᠨ ᠰᠣᠷᠭᠠᠨ ᠬᠦᠮᠦᠵᠢᠯ ᠤᠨ ᠦᠢᠯᠡᠰ ᠲᠤ ᠵᠢᠳᠬᠦᠭᠰᠡᠬᠡᠷ ᠪᠠᠶᠢᠨ᠎ᠠ᠃ | ᠤᠶᠤᠨᠳᠠᠨ᠎ᠠ |