ᠬᠦᠳᠡᠭᠡ ᠨᠤᠳᠤᠭ ᠢᠶᠠᠷ ᠰᠤᠷᠪᠤᠯᠵᠢᠯᠠᠵᠦ ᠶᠠᠪᠤᠬᠤ ᠳᠤ ᠮᠠᠯᠴᠢᠨ ᠲᠠᠷᠢᠶᠠᠴᠢᠳ ᠤᠨ ᠰᠢᠨ᠎ᠠ ᠶᠢ ᠡᠬᠦᠳᠬᠦ ᠪᠠᠷ ᠳᠡᠮᠵᠢᠨ ᠤᠷᠤᠯᠭ᠎ᠠ ᠪᠠᠨ ᠨᠡᠮᠡᠭᠳᠡᠬᠦᠯᠵᠦ | ᠪᠠᠶᠢᠭ᠎ᠠ ᠵᠢᠱᠢᠶ᠎ᠠ ᠤᠯᠠᠨ ᠬᠠᠷᠠᠭᠳᠠᠵᠦ ᠪᠠᠶᠢᠯ᠎ᠠ᠃ ᠦᠶᠤᠸᠠᠨ ᠰᠢᠶᠠᠨ ᠤ ᠨᠢᠬᠡᠨ ᠨᠠᠷᠠᠨ ᠬᠤᠸᠠᠷ ᠤᠨ ᠦᠷ᠎ᠠ ᠠᠷᠠᠯᠵᠢᠶᠠᠯᠠᠳᠠᠭ ᠺᠤᠮᠫᠠᠨᠢ ᠨᠢ ᠤᠤᠯ ᠳᠠᠭᠠᠨ ᠳᠦᠬᠦᠬᠡᠢ | ᠨᠠᠷᠠᠨ ᠬᠤᠸᠠᠷ ᠤᠨ ᠦᠷ᠎ᠠ ᠶᠢ ᠪᠦᠬᠡᠮ ᠢᠶᠠᠷ ᠪᠤᠷᠤᠯᠠᠭᠤᠯᠵᠦ ᠭᠠᠳᠠᠭᠠᠳᠤ ᠳᠤ ᠭᠠᠷᠭᠠᠬᠤ ᠠᠷᠠᠯᠵᠢᠶ᠎ᠠ ᠬᠢᠳᠡᠭ ᠪᠠᠶᠢᠬᠰᠠᠨ ᠪᠤᠯ᠂ ᠤᠳᠤ ᠵᠦᠢᠯ ᠪᠦᠷᠢ ᠶᠢᠨ | ᠪᠤᠯᠭᠤᠭᠰᠠᠨ ᠦᠷ᠎ᠠ ᠴᠦᠮ᠎ᠠ ᠶᠢ ᠵᠢᠵᠢᠭᠯᠡᠨ ᠤᠭᠤᠳᠠᠯᠠᠵᠦ᠂ ᠶᠠᠩᠵᠦ ᠪᠦᠷᠢ ᠶᠢᠨ ᠰᠤᠨᠢᠷᠬᠠᠯᠳᠠᠢ ᠨᠡᠷ᠎ᠠ ᠦᠭᠴᠤ᠂ ᠰᠤᠶᠤᠯ ᠤᠨ ᠠᠭᠤᠯᠤᠬᠳᠠᠬᠤᠨ ᠲᠠᠢ ᠪᠤᠯᠭᠠᠨ | ᠬᠤᠳᠠᠯᠳᠤᠵᠦ ᠪᠠᠶᠢᠯ᠎ᠠ᠃ ᠠᠳᠬᠤ ᠲᠦᠭᠦᠷᠬᠦ ᠯᠡ ᠨᠠᠩᠭᠤᠸᠠ ᠶᠢᠨ ᠦᠷ᠎ᠠ ᠨᠢ ᠡᠷᠡᠬᠦᠯᠵᠢᠯ ᠤᠨ ᠨᠡᠷ᠎ᠠ ᠵᠡᠬᠦᠵᠦ᠂ ᠠᠪᠴᠤ ᠶᠠᠪᠤᠬᠤ ᠳᠤ ᠳᠦᠬᠦᠮ ᠪᠦᠭᠡᠳ ᠭᠠᠳᠠᠷ | ᠪᠤᠭᠤᠳᠠᠯ ᠨᠢ ᠰᠠᠶᠢᠬᠠᠨ ᠢᠶᠠᠷ ᠢᠶᠠᠨ ᠨᠡᠯᠢᠶᠡᠳ ᠦᠨᠡᠳᠡᠢ ᠪᠠᠶᠢᠭᠰᠠᠨ ᠴᠤ ᠭᠡᠷᠡᠭᠯᠡᠭᠴᠢᠳ ᠤᠨ ᠳᠠᠭᠠᠰᠢᠶᠠᠯ ᠢ ᠤᠯᠵᠦ ᠯᠡ ᠪᠠᠶᠢᠯ᠎ᠠ᠃ ᠲᠠᠬᠢᠪᠠᠯ᠂ ᠳᠤᠰ ᠰᠢᠶᠠᠨ ᠤ | ᠦᠨᠦᠷᠳᠦ ᠭᠤᠸ᠎ᠠ ᠲᠠᠷᠢᠳᠠᠭ ᠲᠠᠷᠢᠶᠠᠴᠢᠨ ᠰᠢᠨ ᠬᠠᠢ ᠵᠢᠶᠦ᠋ᠨ ᠴᠤ ᠭᠡᠳᠦᠬᠡᠨ ᠮᠦ ᠶᠢᠨ ᠳᠤᠯᠠᠭᠠᠨ ᠫᠧᠩ ᠳᠡᠭᠡᠨ ᠰᠢᠨᠵᠢᠯᠡᠬᠦ ᠤᠬᠠᠭᠠᠨᠴᠢ ᠪᠠᠷ ᠭᠤᠸ᠎ᠠ ᠲᠠᠷᠢᠭᠠᠳ | ᠪᠤᠰᠤᠳ ᠠᠴᠠ ᠭᠡᠳᠦᠨ ᠳᠠᠬᠢᠨ ᠤᠷᠤᠯᠭ᠎ᠠ ᠤᠯᠵᠦ ᠶᠠᠪᠤᠨ᠎ᠠ᠃ ᠲᠡᠷᠡ ᠭᠡᠪᠳᠡᠭᠡ ᠪᠠᠷ ᠵᠡᠯᠡᠯᠡᠳᠡᠭ ᠭᠤᠸ᠎ᠠ ᠶᠢ ᠤᠳᠠᠰᠤ ᠳᠠᠳᠠᠵᠦ ᠳᠡᠭᠡᠭᠰᠢ ᠪᠠᠨ ᠵᠡᠯ᠎ᠠ ᠬᠦᠶᠦᠯᠭᠡᠵᠦ᠂ | ᠭᠠᠵᠠᠷ ᠢᠶᠠᠨ ᠠᠷᠪᠢᠯᠠᠭᠰᠠᠨ ᠪᠦᠭᠡᠳ ᠭᠡᠵᠢᠶᠡᠳᠡ ᠡᠪᠦᠯ ᠬᠠᠪᠤᠷ ᠤᠨ ᠴᠠᠭ ᠲᠤ ᠤᠯᠠᠷᠢᠯ ᠢ ᠰᠦᠷᠦᠨ ᠭᠤᠸ᠎ᠠ ᠲᠠᠷᠢᠵᠦ ᠪᠡᠭᠡᠵᠢᠩ ᠲᠢᠶᠠᠨᠵᠢᠨ ᠵᠡᠷᠭᠡ ᠶᠡᠭᠡ | ᠬᠤᠳᠠ ᠪᠠᠷ ᠪᠤᠷᠤᠯᠠᠭᠤᠯᠳᠠᠭ ᠠᠴᠠ ᠲᠡᠭᠦᠨ ᠤ ᠤᠷᠤᠯᠭ᠎ᠠ ᠭᠡᠵᠢᠶᠡᠳᠡ ᠳᠤᠰᠬᠤᠨ ᠳᠠᠭᠠᠨ ᠤᠷᠦ᠋ᠢᠯᠠᠬᠤ ᠪᠤᠯᠵᠠᠢ᠃ ᠳᠦᠷᠦᠬᠦᠬᠡᠨ ᠰᠢᠯᠢ ᠶᠢᠨ ᠭᠤᠤᠯ ᠠᠶᠢᠮᠠᠭ ᠤᠨ | ᠰᠦᠨᠢᠳ ᠵᠡᠬᠦᠨ ᠬᠤᠰᠢᠭᠤᠨ ᠤ ᠬᠢᠨ ᠤᠯᠤᠰ ᠤᠨ ᠳᠤᠳᠤᠭᠠᠳᠤ ᠶᠢᠨ ᠨᠡᠷᠡᠳᠦ ᠪᠤᠳᠠᠰ ᠤᠨ ᠬᠦᠢᠯᠬᠡᠬᠡᠨ ᠤ ᠠᠵᠦ ᠠᠬᠤᠢᠢᠯᠠᠯ ᠲᠠᠢ ᠬᠤᠷᠰᠢᠬᠤ ᠬᠡᠯᠡᠯᠴᠡᠭᠡᠷ ᠳᠤᠭᠳᠠᠵᠦ | ᠂ ᠲᠠᠯ᠎ᠠ ᠨᠤᠳᠤᠭ ᠤᠨ ᠴᠢᠨᠠᠷ ᠰᠠᠶᠢᠳᠠᠢ ᠬᠤᠨᠢᠨ ᠮᠢᠬ᠎ᠠ ᠶᠢ ᠭᠠᠳᠠᠭᠰᠢ ᠬᠦᠷᠭᠡᠬᠦ ᠭᠤᠭᠴᠤᠭ᠎ᠠ ᠶᠢ ᠨᠡᠩ ᠳᠦᠬᠦᠮᠴᠢᠯᠡᠬᠦ ᠪᠠᠷ ᠳᠡᠮᠵᠢᠨ᠂ ᠬᠦᠳᠡᠭᠡ ᠨᠤᠳᠤᠭ ᠤᠨ ᠰᠠᠶᠢᠨ | ᠪᠦᠳᠦᠬᠡᠭᠳᠡᠬᠦᠨ ᠢᠶᠠᠨ ᠭᠠᠳᠠᠭᠰᠢ ᠭᠠᠷᠭᠠᠵᠦ ᠨᠡᠩ ᠶᠡᠭᠡ ᠵᠠᠬ᠎ᠠ ᠳᠡᠯᠭᠡᠬᠦᠷ ᠬᠠᠶᠢᠵᠦ ᠪᠠᠶᠢᠭᠰᠠᠨ ᠪᠢᠯᠠ᠃ | ᠡᠳᠡᠭᠡᠷ ᠵᠢᠱᠢᠶ᠎ᠠ ᠨᠢ ᠪᠢᠳᠡᠨ ᠳᠤ ᠤᠳᠤᠬᠢ ᠬᠦᠳᠡᠭᠡ ᠨᠤᠳᠤᠭ ᠤᠨ ᠬᠦᠭᠵᠢᠯᠳᠡ ᠪᠠ ᠮᠠᠯᠴᠢᠨ ᠲᠠᠷᠢᠶᠠᠴᠢᠨ ᠤ ᠤᠷᠤᠯᠭ᠎ᠠ ᠶᠢᠨ ᠨᠡᠮᠡᠭᠳᠡᠯ ᠨᠢ ᠵᠦᠪᠬᠡᠨ | ᠡᠬᠢ ᠪᠠᠶᠠᠯᠢᠭ ᠪᠠ ᠳᠠᠪᠠᠭᠤᠯᠢᠭ ᠨᠦᠬᠦᠴᠡᠯ ᠳᠡᠭᠡᠨ ᠯᠡ ᠳᠦᠰᠢᠭᠯᠡᠭᠡᠳ ᠪᠤᠯᠬᠤ ᠦᠬᠡᠢ᠂ ᠪᠠᠰᠠ ᠳᠠᠰᠤᠷᠠᠯᠳᠠ ᠦᠬᠡᠢ ᠲᠠᠷᠢᠬᠢ ᠪᠠᠨ ᠬᠦᠳᠡᠯᠭᠡᠵᠦ ᠰᠢᠨ᠎ᠠ ᠶᠢ ᠡᠬᠦᠳᠬᠦ | ᠪᠤᠯ ᠵᠠᠶᠢᠯᠠᠰᠢ ᠦᠬᠡᠢ ᠶᠠᠪᠤᠬᠤ ᠵᠠᠮ ᠪᠤᠯᠵᠠᠢ ᠭᠡᠰᠡᠨ ᠢ ᠮᠡᠳᠡᠬᠦᠯᠦᠯᠠ᠃ ᠮᠠᠨ ᠤ ᠤᠷᠤᠨ ᠤᠢᠢᠷ᠎ᠠ ᠶᠢᠨ ᠬᠡᠳᠦᠨ ᠵᠢᠯ ᠬᠦᠳᠡᠭᠡ ᠳᠤᠰᠬᠤᠨ ᠤ ᠬᠠᠩᠭᠠᠯᠭ᠎ᠠ ᠶᠢᠨ | ᠲᠠᠯ᠎ᠠ ᠶᠢᠨ ᠪᠦᠳᠦᠴᠡ ᠶᠢᠨ ᠳᠤᠬᠢᠷᠠᠭᠤᠯᠤᠯᠳᠠ ᠶᠢ ᠠᠬᠢᠭᠤᠯᠵᠦ᠂ ᠠᠯᠢ ᠤᠯᠠᠨ ᠠᠷᠭ᠎ᠠ ᠬᠡᠮᠵᠢᠶ᠎ᠠ ᠠᠪᠴᠤ ᠦᠢᠯᠡᠳᠪᠦᠷᠢᠯᠡᠯ ᠤᠨ ᠳᠡᠰ ᠳᠡᠪᠰᠢᠵᠦ ᠬᠡᠯᠪᠡᠷᠢ ᠪᠠᠨ | ᠬᠤᠪᠢᠷᠠᠭᠤᠯᠬᠤ ᠶᠢ ᠤᠷᠢᠶᠠᠯᠠᠵᠦ ᠪᠠᠶᠢᠨ᠎ᠠ᠃ ᠡᠨᠡ ᠨᠢ ᠨᠡᠩ ᠤᠯᠠᠨ ᠰᠢᠨ᠎ᠠ ᠶᠢ ᠳᠤᠷᠰᠢᠬᠤ ᠵᠤᠷᠢᠭ ᠰᠠᠨᠠᠭ᠎ᠠ ᠲᠠᠢ ᠬᠦᠮᠦᠰ ᠤᠨ ᠬᠠᠮᠳᠤ ᠶᠢᠨ ᠴᠢᠷᠮᠠᠶᠢᠯᠭ᠎ᠠ ᠳᠤ | ᠳᠦᠰᠢᠭᠯᠡᠬᠦ ᠭᠡᠷᠡᠭᠳᠡᠢ ᠶᠤᠮ᠃ | ᠬᠦᠳᠡᠭᠡ ᠨᠤᠳᠤᠭ ᠲᠤ ᠮᠠᠰᠢ ᠶᠡᠭᠡ ᠬᠦᠭᠵᠢᠯᠳᠡ ᠶᠢᠨ ᠳᠠᠯᠳᠠ ᠬᠦᠴᠦᠨ ᠪᠠᠶᠢᠵᠦ᠂ ᠡᠳᠡᠭᠡᠷ ᠢᠶᠠᠨ ᠭᠡᠷᠬᠢᠨ ᠲᠠᠨᠢᠵᠦ ᠢᠯᠡᠷᠡᠬᠦᠯᠬᠦ ᠭᠡᠳᠡᠭ ᠨᠢ ᠪᠢᠳᠡᠨ ᠤ | ᠴᠢᠷᠮᠢᠢᠯᠭᠠ ᠳᠤ ᠳᠦᠰᠢᠭᠯᠡᠳᠡᠭ ᠶᠤᠮ᠃ ᠤᠳᠤᠬᠠᠨ ᠳᠤ ᠬᠦᠮᠦᠰ ᠨᠤᠳᠤᠭ ᠤᠷᠤᠨ ᠤ ᠳᠠᠪᠠᠭᠤᠯᠢᠭ ᠢᠶᠠᠨ ᠬᠠᠶᠢᠵᠦ ᠢᠯᠡᠷᠡᠬᠦᠯᠬᠦ ᠲᠠᠯ᠎ᠠ ᠳᠤ ᠨᠡᠯᠢᠶᠡᠳ ᠠᠮᠵᠢᠯᠳᠠ | ᠪᠦᠳᠦᠮᠵᠢ ᠲᠠᠢ ᠪᠠᠶᠢᠭ᠎ᠠ ᠪᠤᠯᠪᠠᠴᠤ ᠭᠡᠷᠬᠢᠨ ᠲᠠᠪᠠᠭᠤᠯᠢᠭ ᠢᠶᠠᠨ ᠠᠰᠢᠬᠯᠠᠵᠦ ᠰᠢᠨ᠎ᠠ ᠶᠢ ᠡᠬᠦᠳᠬᠦ ᠲᠠᠯ᠎ᠠ ᠳᠤ ᠬᠠᠷᠠᠬᠠᠨ ᠬᠢᠬᠡ ᠦᠬᠡᠢ ᠠᠵᠢᠯ ᠤᠯᠠᠨ ᠪᠠᠶᠢᠭ᠎ᠠ ᠶᠤᠮ᠃ | ᠡᠨᠡ ᠨᠢ ᠪᠢᠳᠡᠨ ᠢ ᠨᠡᠩ ᠢᠯᠡᠬᠦᠦ ᠨᠡᠭᠡᠭᠡᠯᠳᠡᠳᠡᠢ ᠰᠡᠳᠬᠢᠬᠦᠢ ᠪᠠ ᠪᠦᠳᠦᠬᠡᠯᠴᠢ | ᠤᠬᠠᠮᠰᠠᠷ ᠲᠠᠢ ᠪᠠᠷ ᠠᠵᠢᠯᠯᠠᠬᠤ ᠶᠢ ᠱᠠᠭᠠᠷᠳᠠᠨ᠎ᠠ᠃ ᠬᠦᠳᠡᠭᠡ ᠳᠤᠰᠬᠤᠨ ᠤ ᠰᠢᠨ᠎ᠠ ᠡᠬᠦᠳᠦᠯᠳᠡ ᠶᠢᠨ ᠭᠤᠤᠯ ᠬᠦᠴᠦᠨ ᠴᠡᠷᠢᠭ ᠪᠤᠯ ᠮᠠᠯᠴᠢᠨ ᠲᠠᠷᠢᠶᠠᠴᠢᠨ ᠳᠤᠯᠠ | ᠲᠡᠳᠡᠨ ᠤ ᠢᠳᠡᠪᠬᠢᠵᠢᠯ ᠢ ᠲᠠᠶᠢᠴᠢᠯᠠᠨ᠂ ᠰᠢᠨ᠎ᠠ ᠶᠢ ᠡᠬᠦᠳᠬᠦ ᠵᠤᠷᠢᠭ ᠰᠠᠨᠠᠭ᠎ᠠ ᠶᠢ ᠨᠢ ᠵᠤᠷᠢᠭᠵᠢᠭᠤᠯᠤᠨ᠂ ᠳᠡᠳᠡᠨ ᠳᠤ ᠨᠡᠩ ᠤᠯᠠᠨ ᠳᠦᠷᠦ ᠶᠢᠨ ᠪᠤᠳᠤᠯᠭ᠎ᠠ ᠶᠢᠨ | ᠳᠡᠮᠵᠢᠯᠬᠡ ᠪᠠ ᠰᠢᠨᠵᠢᠯᠡᠭᠡ ᠮᠡᠷᠭᠡᠵᠢᠯ ᠤᠨ ᠦᠢᠯᠡᠴᠢᠯᠡᠭᠡ ᠬᠠᠩᠭᠠᠬᠤ ᠨᠢ ᠮᠦᠨᠴᠤ ᠳᠤᠳᠠᠭᠳᠠᠵᠦ ᠪᠤᠯᠤᠰᠢ ᠦᠬᠡᠢ ᠴᠢᠬᠤᠯᠠ ᠡᠯᠧᠮᠧᠨ᠋ᠲ ᠪᠤᠯᠬᠤ ᠶᠤᠮ᠃ ︵ | ᠰᠣᠷᠪᠤᠯᠵᠢᠯᠠᠭᠴᠢ᠄ ᠰᠢᠯᠢᠨᠭᠡᠷᠡᠯ︶ | |