ᠤᠷᠠᠳ ᠰᠤᠶᠤᠯ ᠤᠨ ᠭᠠᠯ ᠳᠤ ᠴᠤᠭ ᠨᠡᠮᠡᠷᠢᠯᠡᠭᠴᠢ ᠰᠦᠬᠡᠪᠠᠭᠠᠳᠤᠷ ᠭᠤᠧᠠᠢ ᠶᠢᠨ ᠲᠤᠬᠠᠢ ᠰᠤᠷᠪᠤᠯᠵᠢᠯᠠᠭ᠎ᠠ
ᠨᠡᠶᠢᠲᠡᠯᠡᠭᠰᠡᠨ ᠴᠠᠭ᠄
2018/9/18
                 ᠵᠢᠷᠭᠠᠬᠤ ᠨᠠᠰᠤᠨ ᠤ ᠵᠢᠬᠦᠷᠯᠡᠬᠦ ᠬᠦᠰᠠᠯ

 

          ᠤᠷᠠᠳ ᠰᠤᠶᠤᠯ ᠤᠨ ᠭᠠᠯ ᠳᠤ ᠴᠤᠭ ᠨᠡᠮᠡᠷᠢᠯᠡᠭᠴᠢ ᠰᠦᠬᠡᠪᠠᠭᠠᠳᠤᠷ ᠭᠤᠧᠠᠢ ᠶᠢᠨ ᠲᠤᠬᠠᠢ ᠰᠤᠷᠪᠤᠯᠵᠢᠯᠠᠭ᠎ᠠ

                                        ᠰᠤᠷᠪᠤᠯᠵᠢᠯᠠᠬᠴᠢ ᠬᠦᠰᠠᠯ ᠲᠠᠨ᠎ᠠ

         ᠵᠢᠷᠭᠠᠬᠤ ᠪᠤᠭᠤᠷᠤᠯ ᠨᠠᠰᠤᠨ ᠳᠠᠭᠠᠨ ᠬᠦᠰᠠᠯ ᠡᠪᠤᠷᠯᠠᠵᠤ ᠶᠠᠪᠤᠭ᠎ᠠ ᠰᠦᠬᠡᠪᠠᠭᠠᠳᠤᠷ ᠭᠤᠧᠠᠢ ᠠᠵᠢᠯ ᠠᠴᠠ ᠪᠠᠨ ᠲᠠᠷᠬᠠᠯᠠᠬᠳᠠᠬᠰᠠᠨ ᠠᠴᠠ ᠨᠠᠰᠢ ᠤᠷᠠᠳ

ᠤᠪᠤᠭᠠᠨ ᠰᠤᠶᠤᠯ ᠤᠨ ᠬᠦᠭᠵᠢᠯᠳᠠ ᠳᠤ  ᠰᠠᠨᠠᠭ᠎ᠠ ᠲᠠᠯᠪᠢᠵᠤ᠂  ᠨᠠᠮ ᠵᠠᠰᠠᠭ ᠤᠨ ᠬᠦᠨᠳᠤ ᠨᠠᠶᠢᠳᠠᠯᠭ᠎ᠠ ᠶᠢ  ᠡᠬᠦᠷᠬᠡᠯᠠᠨ ᠤᠪᠤᠭᠠᠨ ᠰᠤᠶᠤᠯ ᠤᠨ ᠬᠦᠷᠢᠶᠠᠯᠠᠩ

ᠪᠠᠶᠢᠭᠤᠯᠵᠤ᠂ ᠤᠷᠠᠳ ᠰᠤᠶᠤᠯ ᠢ ᠠᠭᠤᠳᠠᠯᠤᠨ ᠬᠦᠭᠵᠢᠬᠦᠯᠬᠦ ᠳᠤ ᠤᠶᠤᠨ ᠲᠠᠮᠢᠷ ᠢᠶᠠᠨ ᠰᠢᠪᠬᠠᠨ᠂  ᠤᠷᠠᠳ ᠤᠨ ᠬᠤᠶᠢᠳᠤ ᠬᠤᠰᠢᠭᠤᠨ ᠤ ᠵᠢᠭᠤᠯᠴᠢᠯᠠᠯ ᠤᠨ

ᠦᠢᠯᠡᠰ ᠢ ᠬᠦᠭᠵᠢᠬᠦᠯᠬᠦ ᠶᠡᠭᠡ ᠬᠠᠷᠠᠯᠳᠠ ᠶᠢᠨ ᠲᠤᠭᠤᠷᠢᠨ ᠳᠤ ᠦᠢᠯᠡᠴᠢᠯᠡᠵᠤ ᠵᠢᠳᠬᠦᠵᠤ ᠢᠷᠡᠭᠰᠠᠨ ᠬᠦᠮᠤᠨ ᠤ ᠨᠢᠬᠡ ᠪᠤᠯᠬᠤ ᠶᠤᠮ᠃

         ᠬᠦᠳᠤᠰᠤᠨ ᠲᠠᠬᠤᠨ ᠳᠤ ᠪᠦᠪᠠᠶᠢᠯᠡᠭᠳᠠᠨ ᠬᠦᠳᠡᠭᠡ ᠨᠤᠳᠤᠭ ᠤᠨ ᠲᠠᠴᠢᠷ ᠬᠠᠳᠠᠭᠤ ᠪᠠᠶᠢᠭᠠᠯᠢ ᠤᠷᠴᠢᠨ ᠳᠤ ᠦᠰᠴᠤ ᠪᠤᠶᠢᠵᠢᠬᠰᠠᠨ ᠰᠦᠬᠡᠪᠠᠭᠠᠳᠤᠷ

ᠭᠤᠧᠠᠢ ᠶᠠᠷᠤᠨᠢ ᠠᠵᠢᠯ ᠳᠠᠭᠠᠨ ᠲᠡᠰᠪᠤᠷᠢ ᠲᠠᠭᠠᠭᠠᠴᠡᠳᠠᠢ ᠪᠤᠰᠤᠳ ᠠᠴᠠ ᠤᠨᠴᠠᠭᠠᠢ ᠨᠠᠷᠢᠨ ᠬᠢᠨᠠᠮᠠᠭᠠᠢ ᠵᠠᠩ ᠲᠠᠢ ᠪᠠᠶᠢᠳᠠᠭ ᠬᠡᠵᠤ ᠬᠠᠮᠳᠤ ᠠᠵᠢᠯᠯᠠᠬᠰᠳ ᠨᠢ ᠡᠷᠡᠬᠡᠢ

ᠭᠤᠵᠤᠶᠢᠯᠭᠠᠨ᠎ᠠ᠃  ᠠᠵᠢᠯ ᠳᠠᠭᠠᠨ ᠨᠠᠷᠢᠨ ᠭᠢᠨᠠᠮᠠᠭᠠᠢ᠂  ᠬᠠᠷᠢᠭᠤᠴᠠᠯᠭ᠎ᠠ ᠲᠠᠢ ᠪᠠᠶᠢᠬᠰᠠᠨ ᠤ ᠬᠢ ᠪᠢᠵᠠ᠂  ᠬᠤᠰᠢᠭᠤᠨ ᠤ ᠨᠠᠮ ᠵᠠᠰᠠᠭ ᠠᠴᠠ ᠲᠠᠬᠦᠨ ᠢ

ᠢᠳᠡᠬᠡᠵᠤ᠂  ᠬᠦᠨᠳᠤ ᠨᠠᠶᠢᠳᠡᠯᠭ᠎ᠠ ᠲᠠᠯᠪᠢᠨ ᠤᠷᠠᠳ ᠤᠪᠤᠭᠠᠨ ᠰᠤᠶᠤᠯ ᠤᠨ ᠬᠦᠭᠵᠢᠯᠳᠠ ᠳᠤ ᠬᠦᠴᠤᠨ ᠲᠠᠮᠢᠷ ᠢᠶᠠᠨ ᠭᠠᠷᠭᠠᠬᠤ ᠶᠢ ᠬᠦᠰᠡᠭᠰᠠᠨ ᠪᠤᠯᠬᠤᠷ ᠲᠠᠷᠠ

ᠮᠠᠨᠢ ᠤᠪᠤᠭᠠᠨ ᠰᠤᠶᠤᠯ ᠤᠨ ᠬᠠᠮᠢᠶᠠᠳᠠᠢ ᠮᠡᠳᠡᠯᠬᠡ ᠮᠡᠳᠡᠴᠠ ᠪᠠᠨ ᠲᠡᠬᠡᠭᠰᠢᠯᠡᠬᠦᠯᠤᠨ᠂  ᠶᠡᠭᠡ ᠪᠠᠷ ᠨᠤᠮ ᠪᠢᠴᠢᠭ ᠤᠷᠪᠠᠭᠤᠯᠤᠨ᠂  ᠬᠠᠭᠤᠴᠢ ᠲᠡᠤᠬᠡ ᠰᠤᠳᠤᠯᠵᠤ᠂

 ᠠᠰᠠᠭᠤᠨ ᠰᠤᠷᠪᠤᠯᠵᠢᠯᠠᠭ᠎ᠠ ᠬᠢᠵᠤ ᠶᠠᠪᠤᠵᠠᠢ᠃

         ᠦᠨᠳᠤᠰᠣᠳᠠᠨ ᠤ ᠬᠠᠭᠤᠴᠢ ᠰᠤᠶᠤᠯ ᠬᠡᠵᠤ ᠠᠭᠤᠳᠠᠯᠤᠭᠠᠳ ᠪᠠᠷᠠᠰᠢ ᠦᠭᠡᠢ ᠡᠷᠳᠠᠨᠢᠰ ᠤᠨ ᠰᠠᠩ ᠪᠠᠶᠢᠳᠠᠭ ᠪᠤᠯᠬᠤᠷ ᠰᠦᠬᠡᠪᠠᠭᠠᠳᠤᠷ ᠭᠤᠧᠠᠢ

ᠦᠨᠳᠤᠰᠤᠳᠠᠨ ᠤ ᠰᠤᠶᠤᠯ ᠢᠶᠠᠨ ᠬᠦᠭᠵᠢᠬᠦᠯᠤᠨ ᠮᠠᠨᠳᠤᠭᠤᠯᠬᠤ ᠶᠢᠨ ᠡᠬᠦᠳᠠᠨ ᠠᠴᠠ ᠤᠯᠠᠨ ᠠᠷᠪᠢᠨ ᠤᠷᠤᠯᠳᠤᠯᠭ᠎ᠠ ᠪᠦᠳᠤᠬᠡᠯ ᠲᠠᠢ ᠶᠠᠪᠤᠵᠤ ᠢᠷᠡᠭᠰᠠᠨ ᠶᠤᠮ᠃  

ᠲᠠᠬᠦᠨ ᠤ ᠲᠠᠶᠢᠴᠢᠯᠠᠨ ᠲᠠᠭᠠᠭᠤᠯᠭ᠎ᠠ ᠪᠠᠷ《 ᠤᠷᠠᠳ ᠤᠨ ᠤᠯᠠᠨ ᠤᠯᠤᠰ ᠤᠨ ᠤᠪᠤᠭᠠᠨ ᠰᠤᠶᠤᠯ ᠤᠨ ᠬᠦᠷᠢᠶᠠᠯᠠᠩ》 ᠬᠡᠬᠦ ᠰᠤᠶᠤᠯ ᠤᠬᠠᠭᠤᠯᠭ᠎ᠠ ᠶᠢᠨ ᠭᠠᠷ

ᠲᠡᠪᠳᠡᠷ ᠬᠡᠪᠯᠡᠭᠳᠠᠨ ᠤᠳᠤᠬᠠᠨ ᠪᠠᠰᠠ ᠤᠷᠠᠳ ᠤᠨ ᠬᠤᠶᠢᠳᠤ ᠬᠤᠰᠢᠭᠤᠨ ᠤ ᠰᠤᠶᠤᠯ ᠲᠡᠤᠬᠡ ᠶᠢᠨ ᠱᠦᠬᠦᠮᠡᠭ ᠬᠡᠬᠦ ᠰᠡᠳᠤᠪ   ᠢᠶᠠᠷ ᠲᠤᠯᠤᠭᠠᠨ ᠬᠦᠮᠤᠨ  

ᠬᠠᠮᠳᠤᠷᠠᠨ᠂ ᠤᠷᠠᠳ ᠤᠨ ᠬᠤᠶᠢᠳᠤ ᠬᠤᠰᠢᠭᠤᠨ ᠤ ᠰᠤᠶᠤᠯ᠂  ᠲᠡᠤᠬᠡ᠂  ᠠᠵᠤ ᠠᠬᠤᠢ᠂  ᠵᠠᠩ ᠦᠢᠯᠨ᠂  ᠮᠤᠩᠭᠤᠯ ᠡᠮ ᠡᠮᠨᠡᠯᠬᠡ᠂  ᠰᠤᠶᠤᠯ ᠰᠤᠷᠭᠠᠨ

ᠬᠦᠮᠤᠵᠢᠯ᠂  ᠭᠠᠵᠠᠷ ᠤᠨ ᠨᠡᠷ᠎ᠡ ᠶᠢᠨ ᠲᠤᠮᠤᠭ ᠵᠡᠷᠬᠡ ᠲᠤᠯᠤᠭᠠᠨ ᠪᠦᠯᠦᠭ ᠢᠶᠠᠷ ᠪᠦᠷᠢᠯᠳᠦᠭᠰᠠᠨ ᠲᠤᠮᠤᠬᠠᠨ ᠨᠤᠮ ᠲᠤᠭᠤᠷᠪᠢᠬᠤ ᠠᠵᠢᠯ ᠳᠤ ᠤᠷᠤᠯᠴᠠᠨ᠂  ᠪᠢᠷ

 ᠤᠨ ᠦᠵᠤᠬᠦᠷ ᠢᠶᠠᠨ ᠬᠤᠷᠴᠠᠯᠠᠵᠤ ᠶᠠᠭᠠᠷᠠᠨ᠎ᠠ᠃ ᠰᠦᠬᠡᠪᠠᠭᠠᠳᠤᠷ ᠭᠤᠧᠠᠢ ᠲᠠᠢ ᠨᠢᠬᠡ ᠠᠯᠪᠠᠨ ᠬᠡᠷ ᠲᠤ ᠤᠷᠠᠳ ᠰᠤᠶᠤᠯ ᠤᠨ ᠵᠢᠳᠬᠦᠯᠳᠠᠨ᠂  ᠲᠡᠮᠡᠬᠡᠨ ᠤ ᠲᠤᠬᠠᠢ

ᠰᠤᠳᠤᠯᠭᠠᠳᠠᠨ  ᠪᠠᠳᠤᠰᠦ᠋ᠬᠡ ᠬᠡᠭᠴᠢ ᠬᠦᠮᠤᠨ ᠬᠠᠮᠳᠤ ᠠᠵᠢᠯᠯᠠᠳᠠᠭ ᠪᠤᠯᠬᠤᠷ ᠬᠤᠶᠠᠷ ᠪᠤᠭᠤᠷᠤᠯ ᠬᠠᠷᠢᠯᠴᠠᠨ ᠰᠤᠷᠤᠯᠴᠠᠵᠤ ᠰᠤᠳᠤᠯᠬᠤ ᠵᠦᠢᠯ ᠤᠯᠠᠨ ᠪᠠᠶᠢᠬᠤ ᠨᠢ

ᠬᠠᠷᠠᠬᠳᠠᠨ᠎ᠠ᠃ ᠲᠡᠳᠠᠨ ᠤ ᠦᠢᠯᠡᠰ ᠲᠡᠭᠡᠨ ᠵᠢᠳᠬᠦᠬᠦ ᠵᠤᠷᠢᠭ ᠰᠠᠨᠠᠭ᠎ᠠ ᠠᠵᠢᠯ ᠤᠨ ᠤᠪᠤᠷ ᠨᠢ ᠪᠠᠶᠢᠭᠤᠯᠤᠯᠭ᠎ᠠ ᠶᠢᠨ ᠢᠶᠠᠨ ᠵᠠᠯᠠᠭᠤᠴᠤᠳ ᠲᠤ ᠬᠡᠪ ᠲᠠᠭᠤᠷᠢᠶᠠᠯ

ᠪᠤᠯᠵᠤ ᠰᠤᠷᠤᠯᠴᠠᠯᠭ᠎ᠠ ᠠᠮᠢᠳᠤᠷᠠᠯ ᠤᠨ ᠲᠤᠮᠳᠠᠬᠢ ᠠᠮᠢᠳᠤ ᠲᠤᠯᠢ ᠪᠤᠯᠵᠤ ᠪᠠᠶᠢᠳᠠᠭ ᠡ᠃

       《 ᠲᠤᠭᠤᠯ ᠤᠨ ᠬᠦᠤ ᠲᠤᠭ ᠪᠠᠷᠢᠵᠤ ᠲᠤᠷᠠᠰᠬᠠᠨ ᠲᠠᠭ᠎ᠠ ᠬᠦᠯᠦᠭ ᠪᠤᠯᠳᠠᠭ》 ᠬᠡᠭᠴᠢ ᠪᠠᠷ ᠤᠷᠠᠩᠬᠠᠢ ᠦᠮᠤᠳᠤ ᠲᠠᠢ ᠬᠦᠯ ᠨᠢᠴᠤᠬᠦᠨ ᠬᠦᠶᠤᠵᠤ

ᠪᠠᠶᠢᠬᠰᠠᠨ ᠬᠤᠨᠢᠴᠢᠨ ᠬᠦᠤ ᠰᠦᠬᠡᠪᠠᠭᠠᠳᠤᠷ ᠦᠪᠡᠷ ᠢ ᠪᠠᠨ ᠭᠠᠵᠠᠷ ᠤᠨ ᠲᠠᠰ ᠤᠨ ᠲᠠᠷᠤᠭ᠎ᠠ ᠪᠤᠯᠵᠤ ᠶᠠᠪᠤᠨ᠎ᠠ ᠬᠡᠵᠤ ᠠᠷᠪᠠᠨ ᠵᠠᠬᠦᠳᠤᠨ ᠳᠡᠭᠡᠨ ᠪᠤᠳᠤᠭ᠎ᠠ ᠦᠭᠡᠢ

ᠪᠠᠶᠢᠬᠰᠠᠨ᠃ ᠦᠷᠯᠤᠬᠡ ᠴᠡᠳᠪᠠᠯ ᠦᠳᠡᠰᠢ ᠬᠤᠭᠤᠰᠤᠨ ᠪᠠᠶᠢᠬᠰᠠᠨ ᠴᠠᠭ ᠦᠶ᠎ᠠ ᠳᠤ ᠬᠡᠵᠢᠶᠠᠳᠠ ᠬᠡᠳᠠᠰᠤ ᠴᠡᠳᠬᠤᠯᠠᠩ ᠪᠠᠶᠢᠪᠠᠯ ᠵᠢᠷᠭᠠᠯ ᠬᠡᠵᠤ ᠪᠤᠳᠤᠵᠤ

ᠪᠠᠶᠢᠬᠰᠠᠨ ᠨᠢ ᠦᠨᠡᠨ᠃  ᠰᠦᠬᠡᠪᠠᠭᠠᠳᠤᠷ ᠭᠤᠧᠠᠢ ᠪᠢᠴᠢᠭ ᠰᠤᠶᠤᠯ ᠤᠨ ᠮᠦᠷ   ᠢᠶᠠᠷ ᠬᠠᠭᠠᠰ ᠲᠤᠳᠠᠭᠤ ᠵᠠᠮᠨᠠᠨ ᠠᠷᠠᠢ ᠬᠡᠵᠤ ᠪᠠᠭ᠎ᠠ ᠰᠤᠷᠭᠠᠭᠤᠯᠢ ᠪᠠᠨ

ᠲᠡᠬᠦᠰᠬᠡᠭᠰᠠᠨ ᠪᠤᠯᠪᠠᠴᠤ᠂ ᠨᠡᠶᠢᠬᠡᠮ ᠤᠨ ᠠᠮᠢᠳᠤᠷᠠᠯ ᠰᠢᠯᠭᠠᠯᠳᠠ ᠲᠤᠮᠳᠠ ᠰᠤᠷᠤᠯᠴᠠᠯᠭ᠎ᠠ ᠪᠠᠨ ᠲᠠᠰᠤᠯᠳᠠᠭᠤᠯᠤᠬᠰᠠᠨ ᠦᠭᠡᠢ ᠶᠠᠪᠤᠵᠠᠢ᠃1970 ᠤᠨ ᠠᠴᠠ

ᠠᠷᠪᠠᠨ ᠬᠡᠳᠤᠳᠠᠢ ᠲᠡᠷᠠ ᠪᠠᠷᠢᠭᠠᠳᠠ ᠶᠢᠨ ᠢᠶᠠᠨ ᠮᠠᠯ ᠤᠨ ᠡᠮᠴᠢ᠂ ᠪᠠᠷᠢᠭᠠᠳᠠ ᠶᠢᠨ ᠲᠡᠳ᠋ ᠲᠠᠷᠤᠭ᠎ᠠ ᠵᠡᠷᠬᠡ ᠠᠵᠢᠯ ᠬᠢᠵᠤ ᠪᠠᠶᠢᠬᠰᠠᠨ ᠢᠶᠠᠨ ᠬᠢᠨᠠᠭᠤᠷ ᠯᠠᠪᠳᠠᠭᠤᠨ

ᠠᠵᠢᠯ ᠤᠨ ᠤᠪᠤᠷ ᠪᠠ ᠰᠤᠷᠤᠯᠴᠠᠵᠤ ᠦᠬᠡᠳᠠ ᠲᠠᠪᠰᠢᠬᠤ ᠵᠤᠷᠢᠭ ᠰᠠᠨᠠᠭ᠎ᠠ ᠨᠢ ᠲᠡᠬᠡᠳᠤ ᠱᠠᠳᠤᠨ ᠤ ᠤᠳᠤᠷᠢᠳᠤᠯᠭ᠎ᠠ ᠳᠤ ᠲᠤᠭᠤᠬᠳᠠᠨ᠂ 1976 ᠤᠨ ᠳᠤ

ᠤᠷᠠᠳ ᠤᠨ ᠬᠤᠶᠢᠳᠤ ᠬᠤᠰᠢᠭᠤᠨ ᠤ ᠤᠤᠯ ᠤᠨ ᠪᠤᠶᠠᠨᠳᠤ ᠬᠦᠩᠱᠧ ᠶᠢᠨ ᠡᠪᠯᠠᠯ ᠤᠨ ᠡᠬᠦᠷ ᠤᠨ ᠲᠡᠳ᠋ ᠱᠦᠵᠢ ᠪᠠᠷ ᠤᠯᠤᠰ ᠤᠨ ᠠᠵᠢᠯᠳᠠᠨ ᠪᠤᠯᠵᠤ᠂  ᠨᠠᠮ ᠪᠠ

ᠠᠷᠠᠳ ᠲᠦᠮᠡᠡ ᠤ ᠦᠢᠯᠡᠰ ᠲᠤ ᠵᠢᠳᠬᠦᠬᠦ ᠠᠶᠠᠨ ᠤ ᠵᠢᠯᠤᠭᠤ ᠪᠠᠨ ᠰᠤᠩᠭᠠᠵᠠᠢ᠃  ᠡᠬᠦᠨ ᠤ ᠲᠠᠷᠠᠭᠠᠪᠠᠷ ᠬᠢᠯᠢ ᠶᠢᠨ ᠰᠤᠮᠤ ᠤᠳ ᠢᠶᠠᠷ ᠰᠤᠮᠤᠨ ᠲᠠᠷᠤᠭ᠎ᠠ ᠶᠢᠨ

ᠲᠤᠰᠢᠶᠠᠯ ᠡᠬᠦᠷᠬᠡᠯᠠᠨ᠂1985 ᠤᠨ ᠳᠤ ᠦᠪᠤᠷ ᠮᠤᠩᠭᠤᠯ ᠤᠨ ᠨᠠᠮ ᠤᠨ ᠰᠤᠷᠭᠠᠭᠤᠯᠢ ᠳᠤ ᠠᠵᠢᠯ ᠤᠨ ᠪᠠᠶᠢᠷᠢᠨ ᠲᠡᠬᠡᠷ᠎ᠠ ᠪᠠᠨ ᠶᠡᠭᠡ ᠰᠤᠷᠭᠠᠭᠤᠯᠢ ᠦᠵᠡᠵᠤ᠂  

ᠨᠠᠮ ᠤᠨ ᠲᠤᠬᠠᠢ ᠤᠨᠤᠯ ᠰᠤᠷᠤᠯᠴᠠᠯᠭ᠎ᠠ   ᠪᠠᠨ ᠲᠡᠬᠡᠭᠰᠢᠯᠡᠬᠦᠯᠵᠤ ᠶᠠᠪᠤᠬᠰᠠᠨ ᠪᠢᠯᠨ᠃ ᠰᠠᠬᠦᠯᠠᠷ ᠨᠢ ᠬᠤᠰᠢᠭᠤᠨ ᠳᠤ ᠠᠵᠢᠯ ᠰᠢᠯᠵᠢᠨ ᠨᠠᠮ ᠤᠨ ᠰᠤᠷᠭᠠᠭᠤᠯᠢ ᠶᠢᠨ

ᠵᠠᠬᠢᠷᠤᠯ ᠪᠠᠶᠢᠬᠰᠠᠨ ᠢᠶᠠᠨ1995 ᠤᠨ ᠳᠤ ᠵᠤᠬᠢᠶᠠᠨ ᠪᠠᠶᠢᠭᠤᠯᠤᠯᠳᠠ ᠠᠴᠠ ᠲᠠᠬᠦᠨ ᠢ ᠬᠤᠰᠢᠭᠤᠨ ᠤ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ ᠤᠨ

ᠪᠠᠶᠢᠩᠭᠤ ᠶᠢᠨ ᠬᠤᠷᠢᠶᠠᠨ ᠤ ᠲᠡᠳ᠋ ᠡᠷᠬᠢᠯᠡᠭᠴᠢ ᠶᠢᠨ ᠤᠳᠤᠷᠢᠳᠬᠤ ᠪᠠᠶᠢᠷᠢᠨ ᠳᠤ ᠲᠤᠮᠢᠯᠠᠨ᠂ 2008 ᠤᠨ ᠳᠤ ᠬᠤᠰᠢᠭᠤᠨ ᠤ ᠤᠯᠤᠰ ᠲᠦᠷᠤ ᠶᠢᠨ ᠵᠦᠪᠯᠡᠯᠬᠡᠨ

 ᠤ ᠲᠡᠳ᠋ ᠲᠡᠷᠢᠬᠦᠯᠡᠭᠴᠢ ᠪᠤᠯᠵᠤ᠂  ᠬᠤᠷᠢ ᠰᠢᠬᠠᠮ ᠵᠢᠯ ᠲᠡᠳ᠋ ᠭᠠᠵᠠᠷ ᠤᠨ ᠲᠡᠰ ᠤᠨ ᠤᠳᠤᠷᠢᠳᠬᠤ ᠪᠠᠶᠢᠷᠢᠨ ᠳᠤ ᠠᠵᠢᠯᠯᠠᠵᠤ᠂ 2016 ᠤᠨ ᠳᠤ ᠠᠵᠢᠯ ᠠᠴᠠ

 ᠪᠠᠨ ᠠᠮᠠᠷᠠᠬᠰᠠᠨ ᠴᠦ ᠤᠷᠠᠳ ᠰᠤᠶᠤᠯ ᠰᠤᠳᠤᠯᠭᠠᠨ ᠤ ᠦᠢᠯᠡᠰ ᠲᠤ ᠬᠦᠴᠤ ᠪᠠᠨ ᠡᠷᠬᠦᠨ ᠤᠳᠤ ᠬᠦᠷᠴᠠᠢ᠃

 

ᠢᠷᠡᠯᠲᠡ᠄ ᠪᠠᠶᠠᠨ ᠨᠠᠭᠤᠷ ᠤᠨ ᠰᠤᠨᠢᠨ ᠠᠴᠠ ᠪᠠᠭᠤᠯᠭᠠᠪᠠ